ᠴᠠᠭ ᠠᠭᠤᠷ ᠤᠨ ᠬᠦᠨ ᠨᠢᠭᠤᠴᠠ ᠵᠢ ᠡᠷᠢᠯᠬᠢᠯᠡᠴᠡᠬᠡᠶ᠎ᠠ ᠎ -,3᠂23᠊ ᠤ ᠲᠡᠯᠡᠬᠡᠢ ᠵᠢᠨ ᠴᠠᠭ ᠠᠭᠤᠷ ᠤᠨ ᠡᠳᠦᠷ᠂ ᠴᠠᠭ ᠠᠭᠤᠷ ᠤᠨ ᠰᠢᠨᠵᠢᠯᠡᠬᠦ ᠤᠬᠠᠭᠠᠨ ᠰᠤᠷᠭᠠᠭᠤᠯᠢ ᠵᠢᠨ ᠬᠦᠷᠢᠶᠡᠨ ᠳᠤ ᠬᠦᠷᠳᠡᠯ᠎ᠠ ᠲᠦᠬᠡᠬᠡᠮᠡᠯᠵᠢᠪᠡ 

ᠨᠡᠶᠢᠲᠡᠯᠡᠭᠰᠡᠨ ᠴᠠᠭ᠄2016/3/23

   3 ᠰᠠᠷ᠎ᠠ ᠵᠢᠨ 21 ᠪᠤᠯᠤᠨ 22᠊ ᠤ ᠡᠳᠦᠷ᠂ ᠦᠪᠦᠷ ᠮᠤᠡᠭᠭᠤᠯ ᠤᠨ ᠴᠠᠭ ᠠᠭᠤᠷ ᠤᠨ  ᠲᠤᠪᠴᠢᠶ᠎ᠠ ᠵᠢᠨ ᠴᠠᠭ ᠠᠭᠤᠷ ᠤᠨ ᠦᠢᠯᠡᠴᠢᠯᠡᠬᠡᠨ ᠤ ᠲᠦᠪ ᠬᠦᠬᠡᠬᠤᠳᠠ ᠵᠢᠨ ᠬᠠᠶᠢᠯᠠᠷ ᠵᠠᠮ ᠤᠨ ᠪᠠᠭ᠎ᠠ ᠰᠤᠷᠭᠠᠭᠤᠯᠢ  ᠪᠤᠯᠤᠨ ᠤᠯᠠᠭᠠᠨ ᠲᠤᠭ ᠪᠠᠭ᠎ᠠ ᠰᠤᠷᠭᠠᠭᠤᠯᠢ ᠳᠤ ᠬᠦᠷᠴᠦ᠂3᠂23᠊ ᠤ ᠲᠡᠯᠡᠬᠡᠢ ᠵᠢᠨ ᠴᠠᠭ ᠠᠭᠤᠷ ᠤᠨ ᠡᠳᠦᠷᠯᠢᠭ᠌᠌ ᠤᠨ ᠤᠬᠠᠭᠤᠯᠭ᠎ᠠ ᠵᠢᠨ ᠠᠵᠢᠯᠯᠠᠭ᠎ᠠ ᠵᠢ ᠦᠷᠨᠢᠬᠦᠯᠵᠦ᠂ ᠰᠤᠷᠤᠭᠴᠢᠳ  ᠲᠤ ᠴᠠᠭ ᠠᠭᠤᠷ ᠤᠨ ᠲᠤᠬᠠᠶᠢᠳᠠᠢ ᠦᠷᠬᠡᠨ ᠲᠡᠯᠭᠡᠷ ᠮᠡᠳᠡᠯᠬᠡ ᠮᠡᠷᠬᠡᠵᠢᠯ ᠢ ᠬᠦᠷᠬᠡᠭᠰᠡᠨ ᠪᠠᠶᠢᠨ᠎ᠠ᠃

   ᠲᠡᠳᠡ᠂ ᠬᠢᠴᠢᠶᠡᠯ ᠤᠨ ᠲᠠᠩᠬᠢᠮ ᠳᠤ᠂ ᠪᠠᠭ᠎ᠠ ᠰᠤᠷᠤᠭᠴᠢᠳ ᠲᠤ ᠴᠠᠭ ᠠᠭᠤᠷ᠂ ᠠᠭᠤᠷ ᠠᠮᠢᠰᠬᠤᠯ ᠵᠡᠷᠭᠡ ᠵᠢᠨ ᠦᠨᠳᠦᠰᠦᠨ ᠤᠬᠠᠭᠳᠠᠬᠤᠨ  ᠪᠤᠯᠤᠨ ᠠᠭᠤᠷ ᠠᠮᠢᠰᠬᠤᠯ ᠤᠨ ᠤᠳᠤᠬᠢ ᠪᠠᠶᠢᠳᠠᠯ ᠢ ᠶᠠᠷᠢᠵᠦ ᠤᠶᠢᠯᠠᠭᠠᠭᠤᠯᠤᠨ᠂ ᠴᠠᠭ ᠠᠭᠤᠷ ᠤᠨ ᠤᠷᠢᠳᠴᠢᠯᠠᠭᠰᠠᠨ ᠮᠡᠳᠡᠬᠡ ᠵᠢ ᠶᠠᠭᠠᠬᠢᠵᠦ ᠤᠶᠢᠯᠠᠭᠠᠬᠤ᠂ ᠴᠠᠭ ᠠᠭᠤᠷ ᠤᠨ ᠤᠷᠢᠳᠴᠢᠯᠠᠭᠰᠠᠨ ᠮᠡᠳᠡᠬᠡ ᠵᠢ ᠶᠠᠭᠠᠬᠢᠵᠦ ᠨᠠᠶᠢᠷᠠᠭᠤᠯᠵᠦ ᠦᠢᠯᠡᠳᠬᠦ ᠵᠢᠴᠢ ᠶᠡᠷᠤᠳᠡ ᠵᠢᠨ ᠴᠠᠭ ᠠᠭᠤᠷ ᠤᠨ ᠭᠠᠮᠰᠢᠭ ᠬᠦᠨᠦᠬᠡᠯ  ᠢ ᠤᠷᠢᠳᠴᠢᠯᠠᠨ ᠰᠡᠷᠭᠡᠶᠢᠯᠡᠬᠦ ᠵᠡᠷᠭᠡ ᠲᠠᠯ᠎᠎ᠠ ᠪᠡᠷ ᠨᠠᠷᠢᠨ ᠲᠠᠶᠢᠯᠪᠤᠷᠢ ᠬᠢᠭᠰᠡᠨ ᠪᠠᠶᠢᠨ᠎ᠠ᠃ ᠡᠬᠦᠨ ᠤ ᠪᠡᠨ ᠲᠠᠭᠠᠤ ᠋ᠳ᠋ᠤ᠂2016    ᠤᠨ ᠤ ᠲᠡᠯᠡᠬᠡᠢ ᠵᠢᠨ ᠴᠠᠭ ᠠᠭᠤᠷ ᠤᠨ ᠡᠳᠦᠷᠯᠢᠭ᠌᠋᠋  ᠤᠨ《 ᠢᠷᠡᠭᠡᠳᠦᠢ ᠵᠢᠨ ᠨᠡᠡᠭ ᠬᠠᠯᠠᠭᠤᠨ᠂ ᠨᠡᠡᠭ ᠶᠡᠬᠡ ᠭᠠᠡᠭ ᠬᠠᠭᠰᠠᠷᠭᠠᠨ᠂ ᠨᠡᠡᠭ ᠶᠡᠬᠡ ᠦᠶᠡᠷ ᠤᠰᠤᠳᠤᠯ  ᠢ ᠨᠢᠭᠤᠷᠯᠠᠨ ᠲᠤᠯᠬᠤ》 ᠭᠤᠤᠯ ᠰᠡᠳᠦᠪᠳᠦ ᠤᠬᠠᠭᠤᠯᠭ᠎ᠠ ᠵᠢᠨ ᠹᠢᠯᠢᠮ ᠢ ᠰᠤᠷᠤᠭᠴᠢᠳ ᠲᠤ ᠰᠤᠨᠢᠷᠬᠠᠭᠤᠯᠵᠦ᠂ ᠪᠠᠭᠠᠴᠤᠤᠯ ᠬᠡᠤᠬᠡᠳ  ᠢ ᠡᠨᠡ ᠵᠢᠯ ᠤᠨ ᠲᠡᠯᠡᠬᠡᠢ ᠵᠢᠨ ᠴᠠᠭ ᠠᠭᠤᠷ ᠤᠨ ᠡᠳᠦᠷᠯᠢᠭ ᠤᠨ ᠭᠤᠤᠯ ᠰᠡᠳᠤᠪ ᠲᠤ ᠤᠯᠠᠮ ᠨᠢᠬᠡᠨ ᠠᠯᠬᠤᠮ  ᠤᠨ ᠬᠦᠨ ᠬᠦᠨᠵᠡᠬᠡᠢ ᠲᠠᠨᠢᠯᠳᠠ ᠲᠠᠢ  ᠪᠤᠯᠭᠠᠵᠠᠢ᠃

   ᠬᠠᠮᠤᠭ ᠤᠨ ᠰᠡᠬᠦᠯ ᠳᠤ᠂ ᠲᠤᠬᠠᠢ ᠵᠢᠨ ᠲᠠᠯᠠᠪᠠᠢ ᠳᠤ᠂ ᠴᠠᠭ ᠠᠭᠤᠷ ᠤᠨ ᠮᠡᠳᠡᠯᠬᠡ ᠵᠢᠨ ᠠᠰᠠᠭᠤᠯᠳᠠ ᠲᠠᠯᠪᠢᠬᠤ ᠳᠤ᠂ ᠰᠤᠷᠤᠭᠴᠢᠳ ᠢᠳᠡᠪᠬᠢᠳᠠᠢ ᠬᠠᠷᠢᠭᠤᠯᠴᠠᠭᠠᠨ᠂ ᠬᠢᠴᠢᠶᠡᠯ ᠤᠨ ᠲᠠᠩᠬᠢᠮ ᠤᠨ ᠠᠭᠤᠷ ᠠᠮᠢᠰᠬᠤᠯ ᠬᠦᠷ ᠬᠦᠭᠵᠢᠶᠡᠨ ᠵᠢᠡᠷ ᠪᠢᠯᠬᠠᠷᠠᠵᠠᠢ᠃  ᠢᠩᠬᠢᠭᠡᠳ ᠴᠠᠭ ᠬᠦᠷᠬᠦ ᠦᠬᠡᠢ ᠬᠤᠭᠤᠴᠠᠭᠠᠨ ᠳᠤ᠂ ᠴᠠᠭ ᠠᠭᠤᠷ ᠤᠨ ᠡᠳᠦᠷᠯᠢᠭ᠌᠌ ᠤᠨ ᠪᠢᠴᠢᠬᠠᠨ ᠪᠡᠯᠡᠭ ᠪᠦᠷ  ᠪᠠᠭ᠎ᠠ ᠨᠦᠬᠦᠳ ᠤᠨ ᠲᠤᠷᠠᠰᠬᠠᠯᠳᠦ ᠪᠡᠯᠡᠭ ᠪᠤᠯᠤᠨ ᠲᠡᠳᠡᠨ ᠳᠤ ᠬᠦᠷᠬᠡᠭᠳᠡᠭᠰᠡᠨ ᠪᠠᠶᠢᠨ᠎ᠠ᠃

   ᠲᠤᠰ  ᠬᠦᠳᠡᠯᠬᠡᠬᠡᠨ᠂ ᠴᠠᠭ ᠠᠭᠤᠷ ᠤᠨ ᠰᠢᠨᠵᠢᠯᠡᠬᠦ ᠤᠬᠠᠭᠠᠨ ᠤ ᠮᠡᠳᠡᠯᠬᠡ ᠵᠢ ᠲᠦᠬᠡᠬᠡᠮᠡᠯᠵᠢᠬᠦᠯᠦᠭᠰᠡᠨ  ᠵᠢᠡᠷ ᠪᠠᠷᠠᠬᠤ ᠦᠬᠡᠢ᠂ ᠰᠤᠷᠤᠭᠴᠢᠳ ᠤᠨ ᠬᠢᠴᠢᠶᠡᠯ ᠤᠨ ᠭᠠᠳᠠᠨᠠᠬᠢ ᠰᠤᠶᠤᠯ ᠮᠡᠳᠡᠯᠬᠡ  ᠵᠢ ᠪᠠᠶᠠᠯᠢᠭᠵᠢᠭᠤᠯᠵᠦ᠂  ᠪᠠᠭ᠎ᠠ ᠨᠦᠬᠦᠳ ᠨᠠᠷ ᠤᠨ ᠴᠠᠭ ᠠᠭᠤᠷ ᠤᠨ ᠮᠡᠳᠡᠯᠬᠡ ᠵᠢᠨ ᠲᠠᠯ᠎᠎ᠠ ᠵᠢᠨ ᠰᠤᠨᠢᠷᠬᠠᠯ ᠢ ᠲᠡᠬᠡᠭᠰᠢᠯᠡᠬᠦᠯᠵᠦ ᠂ ᠪᠠᠰᠠ ᠴᠠᠭ ᠠᠭᠤᠷ ᠤᠨ  ᠭᠠᠮᠰᠢᠭ ᠬᠦᠨᠦᠬᠡᠯ ᠡᠬᠦᠰᠬᠦ   ᠦᠶ᠎ᠠ ᠳ᠋ᠡᠬᠢ ᠰᠡᠷᠭᠡᠶᠢᠯᠡᠬᠦ ᠠᠷᠭ᠎ ᠬᠡᠮᠵᠢᠶ᠎ᠠ ᠵᠢ ᠤᠶᠢᠯᠠᠭᠠᠭᠤᠯᠤᠭᠰᠠᠨ ᠡᠴᠡ  ᠪᠠᠭᠰᠢ ᠰᠤᠷᠤᠭᠴᠢᠳ ᠤᠨ ᠰᠠᠶᠢᠨ ᠦᠨᠡᠯᠡᠯᠳᠡ ᠵᠢ ᠤᠯᠤᠭᠰᠠᠨ ᠪᠠᠶᠢᠨ᠎ᠠ᠃